ᠠᠷᠪᠠᠨ ᠲᠠᠪᠤᠨ ᠦ ᠰᠠᠷ᠎ᠠ, ᠬᠤᠯᠤᠰᠤᠨ ᠲᠠᠰᠢᠭᠤᠷ
ᠲᠠᠭᠤᠴᠢᠨ ᠄ ᠭᠤᠷᠪᠠᠨ ᠪᠦᠳᠦᠭᠦᠨ
.
ᠠᠷᠪᠠᠨ ᠲᠠᠪᠤᠨ ᠦ ᠰᠠᠷ᠎ᠠ ᠨᠢ
ᠠᠭᠠᠷ ᠲᠤ ᠪᠡᠨ ᠲᠡᠭᠳᠡᠯᠡ ᠬᠦ᠋
ᠠᠷᠤ ᠦᠪᠤᠷ ᠢᠶᠡᠨ ᠳᠠᠭᠠᠭᠠᠳ
ᠡᠭᠦᠯᠡ ᠦᠭᠡᠢ ᠨᠢ ᠶᠠᠭᠤ ᠶᠤᠮ ᠪᠤᠢ ᠬᠦ᠋
ᠬᠠᠶᠢᠷᠠᠲᠠᠢ ᠬᠤᠩᠭᠤᠷ ᠴᠢᠮ᠎ᠠ ᠶ᠋ᠢ ᠪᠡᠨ
ᠬᠦᠯᠢᠶᠡᠭᠰᠡᠭᠡᠷ ᠤᠳᠠᠯ᠎ᠠ ᠬᠦ᠋
ᠬᠠᠷᠢᠨ ᠴᠢ ᠮᠢᠨᠢ ᠬᠦᠷᠦᠭᠡᠳ ᠢᠷᠡᠬᠦ ᠦᠭᠡᠢ ᠨᠢ
ᠶᠠᠭᠤ ᠶᠠᠭᠤᠨ ᠦ ᠤᠴᠢᠷ ᠪᠤᠢ ᠬᠦ᠋
.
ᠬᠤᠷ᠎ᠠ ᠪᠤᠷᠤᠭᠠᠨ ᠦ ᠰᠢᠮ᠎ᠡ ᠨᠢ
ᠠᠭᠠᠷ ᠡᠴᠡ ᠪᠠᠭᠤᠬᠤ ᠦᠭᠡᠢ ᠪᠤᠯ
ᠬᠠᠶᠢᠲᠠᠩ ᠶᠠᠭᠠᠨ ᠴᠡᠴᠡᠭ
ᠦᠪᠡᠷ ᠢᠶᠡᠨ ᠶᠠᠭᠠᠬᠢᠵᠤ ᠳᠡᠯᠭᠡᠷᠡᠬᠦ ᠶᠤᠮ ᠪᠤᠢ ᠬᠦ᠋
ᠬᠠᠶᠢᠷᠠᠲᠠᠢ ᠬᠣᠩᠭᠣᠷ ᠴᠢᠮᠠᠶ᠋ᠢ ᠪᠠᠨ
ᠬᠠᠯᠡᠰᠢᠷᠠᠯ ᠦᠭᠡᠢ ᠬᠦᠯᠢᠶᠡᠪᠡᠯ ᠬᠦ᠋
ᠬᠠᠶᠢᠷᠠᠯᠠᠵᠤ ᠰᠠᠨᠠᠭᠰᠠᠨ ᠬᠤᠩᠭᠤᠷ ᠲᠡᠷᠡ ᠮᠢᠨᠢ
ᠠᠶᠠᠨᠳᠠᠭᠠᠨ ᠬᠦᠷᠦᠭᠡᠳ ᠢᠷᠠᠨ᠎ᠠ ᠬᠥ᠋
.
ᠬᠤᠯᠤᠰᠤᠨ ᠲᠠᠰᠢᠭᠤᠷ ᠪᠠᠶᠢᠭᠠᠰᠠᠢ
ᠬᠤᠷᠤᠭᠤᠨ ᠳ᠋ᠠᠭᠠᠨ ᠡᠯᠭᠦᠭᠡᠳ ᠶᠠᠪᠤᠬᠤ ᠶᠤᠮᠰᠠᠨ
ᠬᠠᠤᠯᠢ ᠴᠠᠭᠠᠵᠠ ᠦᠭᠡᠢ ᠴᠤ ᠪᠤᠯᠤᠭᠠᠰᠠᠢ ᠳ᠋ᠠ
ᠦᠷ᠎ᠡ ᠮᠢᠨᠢ ᠳ᠋ᠧ ᠬᠦ᠋
ᠬᠠᠭᠤᠴᠢᠨ ᠨᠤᠳᠤᠭ ᠢᠷᠠᠭᠤ ᠳ᠋ᠠᠭᠠᠨ ᠤᠴᠢᠬᠤ ᠶᠤᠮ ᠰᠠᠨ ᠳ᠋ᠠ
ᠶᠠᠭᠠᠬᠢᠶ᠎ᠠ ᠳ᠋ᠠ ᠬᠦ᠋
.
ᠢᠷᠭᠠᠢ ᠲᠠᠰᠢᠭᠤᠷ ᠨᠢ ᠪᠠᠶᠢᠭᠠᠰᠠᠢ
ᠶᠠᠩᠵᠤ ᠶ᠋ᠢ ᠨᠢ ᠤᠯᠤᠭᠠᠳ ᠪᠠᠷᠢᠬᠤ ᠶᠤᠮᠰᠠᠨ
ᠶᠠᠯ᠎ᠠ ᠴᠠᠭᠠᠵᠠ ᠦᠭᠡᠢ ᠴᠤ ᠪᠤᠯᠤᠭᠠᠰᠠᠢ ᠳ᠋ᠠ
ᠦᠷ᠎ᠡ ᠮᠢᠨᠢ ᠳ᠋ᠧ ᠬᠦ᠋
ᠢᠷᠭᠠᠶᠢᠳᠤ ᠶ᠋ᠢᠨ ᠢᠶᠡᠨ ᠭᠤᠤᠯ ᠳ᠋ᠠᠭᠠᠨ ᠤᠴᠢᠬᠤ ᠶᠤᠮ ᠰᠠᠨ ᠳ᠋ᠠ
ᠶᠠᠭᠠᠬᠢᠶ᠎ᠠ ᠳ᠋ᠠ ᠬᠦ᠋
.
ᠠᠷᠪᠠᠨ ᠲᠠᠪᠤᠨ ᠦ ᠰᠠᠷ᠎ᠠ ᠨᠢ
ᠠᠭᠠᠷ ᠳᠡᠭᠡᠷ᠎ᠡ ᠲᠡᠭᠳᠡᠯᠡ ᠬᠦ᠋
ᠠᠷᠤ ᠦᠪᠤᠷ ᠢᠶᠡᠨ ᠳᠠᠭᠠᠭᠠᠳ
ᠡᠭᠦᠯᠡ ᠨᠢ ᠦᠭᠡᠢ ᠨᠢ ᠶᠠᠭᠤ ᠶᠤᠮ ᠪᠤᠢ ᠬᠦ᠋
ᠬᠠᠶᠢᠷᠠᠲᠠᠢ ᠬᠤᠩᠭᠤᠷ ᠴᠢᠮᠠᠶ᠋ᠢ ᠪᠡᠨ
ᠬᠠᠯᠡᠰᠢᠷᠠᠯ ᠦᠭᠡᠢ ᠬᠦᠯᠢᠶᠡᠪᠡᠯ ᠳ᠋ᠠ ᠬᠦ᠋
ᠬᠠᠮᠳᠤᠷᠠᠵᠦ ᠵᠢᠷᠭᠠᠬᠤ ᠶ᠋ᠢᠨ ᠡᠳᠤᠷ ᠬᠤᠨᠤᠭ ᠨᠢ
ᠠᠶᠠᠨᠳᠠᠭᠠᠨ ᠬᠦᠷᠦᠭᠡᠳ ᠢᠷᠡᠨ᠎ᠡ ᠳ᠋ᠧ ᠬᠦ᠋
.
ᠭᠦᠨᠰᠢᠭᠦᠦ ᠳᠡᠪᠡᠯ ᠲᠡᠢ ᠭᠦᠨᠵᠢᠳᠮᠠ ᠳ᠋ᠡ ᠬᠦ᠋
ᠭᠦᠩ ᠦᠨ ᠬᠠᠲᠠᠨ ᠳᠤ ᠴᠠᠩᠬᠠᠭᠠᠲᠠᠢ ᠳ᠋ᠠ ᠬᠦ᠋
ᠭᠦᠨ ᠢ ᠡᠬᠡᠨᠡᠷ ᠠᠪᠤᠭᠰᠠᠨ ᠠᠴᠠ ᠬᠣᠢᠰᠢ
ᠬᠦᠦ ᠮᠢᠨᠢ ᠳ᠋ᠡ ᠬᠦ᠋
ᠭᠥᠯᠢᠷᠡᠬᠦ ᠶᠢᠨ ᠡᠪᠡᠳᠴᠢᠨ ᠲᠡᠢ ᠪᠣᠯᠪᠠ ᠤᠤ ᠳ᠋ᠠ
ᠶᠠᠶ᠎ᠠ ᠳ᠋ᠠ ᠬᠦ᠋